欢迎来到 小样儿目录

梅林组合 - 欢聚 (蒙语)

ᠦᠭᠡ᠄ ᠣ• ᠴᠣᠯᠮᠤᠨ
ᠠᠶ᠎ᠠ᠄ ᠮᠡᠢᠷᠡᠨ ᠬᠠᠮᠲᠤᠯᠢᠭ
ᠬᠣᠯᠡ᠎ᠡᠴᠡ ᠢᠷᠡᠭᠰᠡᠨ ᠲᠠᠨᠠᠷ᠎ᠢᠶᠡᠨ
ᠬᠣᠢᠮᠤᠷ ᠲᠠᠭᠠᠨ ᠤᠷᠢᠨ ᠰᠠᠭᠤᠯᠭᠠᠶ᠎ᠠ
ᠬᠤᠭᠤᠷ ᠴᠤᠭᠤᠷ᠎ᠤᠨ ᠤᠶᠠᠩᠭᠠᠲᠤ ᠠᠶᠠᠰ᠎ᠢᠶᠡᠨ
ᠬᠣᠭᠤᠯᠠᠢ ᠨᠡᠢᠯᠡᠭᠦᠯᠦᠨ ᠳᠠᠭᠤᠯᠠᠶ᠎ᠠ
ᠨᠠᠢᠷᠠᠨ᠎ᠠ ᠬᠥᠭᠡᠷᠦᠨ᠎ᠡ ᠭᠡᠳᠡᠭ ᠴᠢᠨᠢ
ᠨᠡᠢᠲᠡ ᠮᠣᠩᠭᠤᠯ᠎ᠤᠨ ᠤᠳᠤᠮᠰᠢᠯ
ᠨᠠᠢᠵᠠᠯᠠᠶ᠎ᠠ ᠨᠦᠬᠦᠷᠯᠡᠶ᠎ᠡ
ᠨᠠᠰᠤ ᠬᠤᠷᠠᠭ᠎ᠤᠨ ᠨᠠᠨᠳᠢᠨ ᠬᠠᠢᠷ᠎ᠠ
ᠢᠲᠡᠭᠡᠯ᠎ᠢᠶᠡᠨ ᠡᠪᠦᠷᠯᠡᠭᠡᠳ ᠢᠷᠡᠭᠡᠷᠡᠢ
ᠵᠣᠷᠢᠭ᠎ᠢ ᠴᠢᠨᠢ ᠬᠦᠪᠴᠢᠯᠡᠵᠦ ᠦᠭᠭᠦᠶ᠎ᠡ
ᠢᠨᠢᠶᠡᠳᠦ᠎ᠪᠠᠨ ᠠᠪᠤᠭᠠᠳ ᠢᠷᠡᠭᠡᠷᠡᠢ
ᠬᠦᠰᠡᠯ᠎ᠢ ᠴᠢᠨᠢ ᠡᠷᠴᠢᠯᠡᠵᠦ ᠥᠭᠭᠦᠶ᠎ᠡ
ᠬᠠᠢᠷ᠎ᠠ᠎ᠪᠠᠨ ᠠᠪᠤᠭᠠᠳ ᠢᠷ᠎ᠡ
ᠬᠠᠨ ᠳᠡᠯᠡᠬᠡᠢ᠎ᠶ᠋ᠢ ᠤᠶᠠᠷᠠᠭᠤᠯᠤᠶ᠎ᠠ
ᠬᠠᠨᠢ᠎ᠪᠠᠨ ᠳᠠᠭᠠᠭᠤᠯᠤᠭᠠᠳ ᠢᠷᠡᠭᠡᠷᠡᠢ
ᠬᠠᠮᠲᠤᠪᠠᠷ᠎ᠢᠶᠡᠨ ᠨᠠᠷᠭᠢᠨ ᠨᠠᠢᠷᠠᠯᠳᠤᠶ᠎ᠠ
ᠦᠭᠡᠳᠡ᠎ᠡᠴᠡ ᠢᠷᠡᠭᠰᠡᠨ ᠪᠠᠶᠠᠷ ᠪᠦᠬᠦᠨ᠎ᠢ
ᠦᠷᠭᠦᠭᠡᠨ ᠳᠡᠭᠡᠨ ᠵᠠᠯᠠᠵᠤ ᠣᠷᠤᠭᠤᠯᠤᠶ᠎ᠠ
ᠦᠯᠵᠡᠢ ᠪᠡᠯᠭᠡ᠎ᠶᠢᠨ ᠠᠯᠲᠠᠨ ᠵᠤᠯᠠ᠎ᠶ᠋ᠢ
ᠡᠭᠦᠳᠡᠨ ᠳᠡᠭᠡᠨ ᠮᠥᠩᠬᠡ ᠠᠰᠠᠭᠠᠶ᠎ᠠ
ᠮᠣᠩᠭᠤᠯ᠎ᠤᠨ ᠰᠠᠢᠬᠠᠨ ᠵᠠᠩᠰᠢᠯ ᠰᠢᠤ
ᠳᠤᠷᠠᠰᠤᠨ᠎ᠠ ᠮᠥᠷᠦᠭᠡᠳᠦᠨ᠎ᠡ ᠭᠡᠳᠡᠭ ᠴᠢᠨᠢ
ᠳᠣᠲᠤᠨᠤ ᠨᠥᠬᠦᠳ᠎ᠤᠨ ᠬᠠᠢᠷ᠎ᠠ ᠰᠢᠤ
ᠬᠣᠯᠡ᠎ᠡᠴᠡ ᠢᠷᠡᠭᠰᠡᠨ ᠲᠠᠨᠠᠷ᠎ᠢᠶᠡᠨ
ᠬᠣᠢᠮᠤᠷ ᠲᠠᠭᠠᠨ ᠤᠷᠢᠨ ᠰᠠᠭᠤᠯᠭᠠᠶ᠎ᠠ
ᠬᠤᠭᠤᠷ ᠴᠤᠭᠤᠷ᠎ᠤᠨ ᠤᠶᠠᠩᠭᠠᠲᠤ ᠠᠶᠠᠰ᠎ᠢᠶᠡᠨ
ᠬᠣᠭᠤᠯᠠᠢ ᠨᠡᠢᠯᠡᠭᠦᠯᠦᠨ ᠳᠠᠭᠤᠯᠠᠶ᠎ᠠ
ᠨᠠᠢᠷᠠᠨ᠎ᠠ ᠬᠥᠭᠡᠷᠦᠨ᠎ᠡ ᠭᠡᠳᠡᠭ ᠴᠢᠨᠢ
ᠨᠡᠢᠲᠡ ᠮᠣᠩᠭᠤᠯ᠎ᠤᠨ ᠤᠳᠤᠮᠰᠢᠯ
ᠨᠠᠢᠵᠠᠯᠠᠶ᠎ᠠ ᠨᠦᠬᠦᠷᠯᠡᠶ᠎ᠡ
ᠨᠠᠰᠤ ᠬᠤᠷᠠᠭ᠎ᠤᠨ ᠨᠠᠨᠳᠢᠨ ᠬᠠᠢᠷ᠎ᠠ
ᠢᠲᠡᠭᠡᠯ᠎ᠢᠶᠡᠨ ᠡᠪᠦᠷᠯᠡᠭᠡᠳ ᠢᠷᠡᠭᠡᠷᠡᠢ
ᠵᠣᠷᠢᠭ᠎ᠢ ᠴᠢᠨᠢ ᠬᠦᠪᠴᠢᠯᠡᠵᠦ ᠦᠭᠭᠦᠶ᠎ᠡ
ᠢᠨᠢᠶᠡᠳᠦ᠎ᠪᠠᠨ ᠠᠪᠤᠭᠠᠳ ᠢᠷᠡᠭᠡᠷᠡᠢ
ᠬᠦᠰᠡᠯ᠎ᠢ ᠴᠢᠨᠢ ᠡᠷᠴᠢᠯᠡᠵᠦ ᠥᠭᠭᠦᠶ᠎ᠡ
ᠬᠠᠢᠷ᠎ᠠ᠎ᠪᠠᠨ ᠠᠪᠤᠭᠠᠳ ᠢᠷ᠎ᠡ
ᠬᠠᠨ ᠳᠡᠯᠡᠬᠡᠢ᠎ᠶ᠋ᠢ ᠤᠶᠠᠷᠠᠭᠤᠯᠤᠶ᠎ᠠ
ᠬᠠᠨᠢ᠎ᠪᠠᠨ ᠳᠠᠭᠠᠭᠤᠯᠤᠭᠠᠳ ᠢᠷᠡᠭᠡᠷᠡᠢ
ᠬᠠᠮᠲᠤᠪᠠᠷ᠎ᠢᠶᠡᠨ ᠨᠠᠷᠭᠢᠨ ᠨᠠᠢᠷᠠᠯᠳᠤᠶ᠎ᠠ
ᠢᠲᠡᠭᠡᠯ᠎ᠢᠶᠡᠨ ᠡᠪᠦᠷᠯᠡᠭᠡᠳ ᠢᠷᠡᠭᠡᠷᠡᠢ
ᠵᠣᠷᠢᠭ᠎ᠢ ᠴᠢᠨᠢ ᠬᠦᠪᠴᠢᠯᠡᠵᠦ ᠦᠭᠭᠦᠶ᠎ᠡ
ᠢᠨᠢᠶᠡᠳᠦ᠎ᠪᠠᠨ ᠠᠪᠤᠭᠠᠳ ᠢᠷᠡᠭᠡᠷᠡᠢ
ᠬᠦᠰᠡᠯ᠎ᠢ ᠴᠢᠨᠢ ᠡᠷᠴᠢᠯᠡᠵᠦ ᠥᠭᠭᠦᠶ᠎ᠡ
ᠬᠠᠢᠷ᠎ᠠ᠎ᠪᠠᠨ ᠠᠪᠤᠭᠠᠳ ᠢᠷ᠎ᠡ
ᠬᠠᠨ ᠳᠡᠯᠡᠬᠡᠢ᠎ᠶ᠋ᠢ ᠤᠶᠠᠷᠠᠭᠤᠯᠤᠶ᠎ᠠ
ᠬᠠᠨᠢ᠎ᠪᠠᠨ ᠳᠠᠭᠠᠭᠤᠯᠤᠭᠠᠳ ᠢᠷᠡᠭᠡᠷᠡᠢ
ᠬᠠᠮᠲᠤᠪᠠᠷ᠎ᠢᠶᠡᠨ ᠨᠠᠷᠭᠢᠨ ᠨᠠᠢᠷᠠᠯᠳᠤᠶ᠎ᠠ
ᠬᠠᠮᠲᠤᠪᠠᠷ᠎ᠢᠶᠡᠨ ᠨᠠᠷᠭᠢᠶ᠎ᠠ
热门歌词